︽ᠮᠣᠩᠭᠣᠯ ᠨᠠᠭᠠᠳᠤᠮ: ᠮᠣᠷᠢᠨ ᠡᠷᠳᠡᠨᠢ « ᠲᠤᠰᠬᠠᠢ ᠦᠵᠡᠰᢈᠦᠯᠡᠩ ᠨᠡᢉᠡᢉᠡᠯᠲᠡ ᠪᠡᠨ ᢈᠢᠨ᠎ᠡ᠃
᠒᠐᠒᠖-᠐᠗-᠐᠒

ᠮᠣᠩᠭᠣᠯ ᠤ᠋ᠨ ᠦᠨᠳᠦᠰᠦᠨ ᠦ᠋ ᠮᠦᠽᠧᠢ ᠦᠨᠳᠦᠰᠦᠨ ᠦ᠋ ᠶᠡᢈᠡ ᠪᠠᠶᠠᠷ ᠨᠠᠭᠠᠳᠤᠮ ᠪᠣᠯᠤᠨ «ᠳᠡᠯᠡᢈᠡᠢ ᠶ᠋ᠢᠨ ᠠᠳᠤᠭᠤᠨ ᠤ᠋ ᠡᠳᠦᠷ»"-ᠡᠶᠢ ᠶ᠋ᠢ ᠲᠣᢈᠢᠶᠠᠯᠳᠤᠭᠤᠯᠤᠨ «ᠮᠣᠩᠭᠣᠯ ᠨᠠᠭᠠᠳᠤᠮ: ᠮᠣᠷᠢᠨ ᠡᠷᠳᠡᠨᠢ « ᠲᠤᠰᠬᠠᠢ ᠦᠵᠡᠰᢈᠦᠯᠡᠩ ᠢ᠋ ᠦᠵᠡᢉᠴᠢ ᠣᠯᠠᠨ ᠳ᠋ᠤ ᠪᠠᠨ ᠲᠣᠯᠢᠯᠠᠭᠤᠯᠬᠤ ᢉᠡᠵᠦ ᠪᠠᠶᠢᠨ᠎ᠠ᠃ ᠮᠣᠩᠭᠣᠯ ᠤ᠋ᠨ ᠦᠨᠳᠦᠰᠦᠨ ᠦ᠋ ᠶᠡᢈᠡ ᠪᠠᠶᠠᠷ ᠨᠠᠭᠠᠳᠤᠮ ᠨᠢ ᠮᠣᠩᠭᠣᠯᠴᠤᠳ ᠤ᠋ᠨ ᠲᠥᠷᠦᠲᠦ ᠶᠣᠰᠤᠨ ᠤ᠋ ᠤᠯᠠᠮᠵᠢᠯᠠᠯ᠂ ᠨᠡᢉᠦᠳᠡᠯᠴᠢᠳ ᠦ᠋ᠨ ᠰᠣᠶᠤᠯ ᠢᠷᢉᠡᠨᠰᠢᠯ ᠦ᠋ᠨ ᠦᠨᠡᠲᠦ ᠥᠪ᠂ ᠠᠷᠠᠳ ᠲᠦᠮᠡᠨ ᠦ᠋ ᠡᠪ ᠨᠢᢉᠡᠳᠦᠯ᠂ ᠦᠨᠳᠦᠰᠦᠨ ᠦ᠋ ᠪᠠᠬᠠᠷᠬᠠᠯ ᠤ᠋ᠨ ᠪᠡᠯᢉᠡᠳᠡᠯ ᠪᠢᠯᠡ᠃ ᠨᠢᢉᠡᠳᠦᢉᠰᠡᠨ ᠦᠨᠳᠦᠰᠦᠲᠡᠨ ᠦ᠋ ᠪᠠᠶᠢᠭᠤᠯᠤᠯᠭ᠎ᠠ ᠶ᠋ᠢᠨ ᠶᠡᠷᠦᠩᢈᠡᠢ ᠠᠰᠰᠠᠮᠪᠯᠧᠢ ᠶ᠋ᠢᠨ ᠒᠐᠒᠕ ᠣᠨ ᠤ᠋ ᠗᠙ ᠳ᠋ᠦ᠋ᢉᠡᠷ ᠴᠢᠭᠤᠯᠭᠠᠨ ᠤ᠋ ᠲᠣᠭᠲᠠᠭᠠᠯ ᠪᠣᠯᠤᠨ ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠤ᠋ᠨ ᠑᠐᠐ ᠳ᠋ᠤᠭᠠᠷ ᠲᠣᠭᠲᠠᠭᠠᠯ ᠤ᠋ᠨ ᠳᠠᠭᠠᠭᠤ ᠒᠐᠒᠖ ᠣᠨ ᠠ᠋ᠴᠠ ᠡᢈᠢᠯᠡᠨ ᠵᠢᠯ ᠪᠦᠷᠢ ᠶ᠋ᠢᠨ ᠳᠣᠯᠤᠭᠠᠳᠤᠭᠠᠷ ᠰᠠᠷ᠎ᠠ ᠶ᠋ᠢᠨ ᠑᠑᠆᠑᠓᠆ᠤ᠋ ᠡᠳᠦᠷ ᠦ᠋ᠳ ᠢ᠋ «ᠳᠡᠯᠡᢈᠡᠢ ᠶ᠋ᠢᠨ ᠠᠳᠤᠭᠤᠨ ᠤ᠋ ᠡᠳᠦᠷ» ᠪᠣᠯᠭᠠᠨ ᠲᠡᠮᠳᠡᢉᠯᠡᠨ ᠥᠩᢉᠡᠷᠡᢉᠦᠯᢈᠦ ᠪᠡᠷ ᠪᠠᠲᠤᠯᠠᠮᠵᠢᠯᠠᠭᠰᠠᠨ ᠨᠢ ᠮᠣᠩᠭᠣᠯ ᠠᠳᠤᠭᠤ᠂ᠠᠳᠤᠭᠤᠨ ᠤ᠋ ᠥᠪ ᠰᠣᠶᠤᠯ ᠢ᠋ ᠳᠡᠯᠡᢈᠡᠢ ᠳᠠᢈᠢᠨ ᠳ᠋ᠤ ᠰᠤᠷᠲᠠᠯᠴᠢᠯᠠᠨ ᠲᠠᠨᠢᠭᠤᠯᠬᠤ ᠲᠡᠦᢈᠡᠨ ᠠᠴᠢ ᠬᠣᠯᠪᠤᠭᠳᠠᠯᠲᠠᠢ ᠦᠶᠢᠯᠡ ᠶᠠᠪᠤᠳᠠᠯ ᠪᠣᠯᠵᠤ ᠪᠠᠶᠢᠨ᠎ᠠ᠃ ᠡᠨᠡ ᢈᠦ ᠦᠵᠡᠰᢈᠦᠯᠡᠩ ᠢ᠋ᠶᠡᠷ ᠳᠠᠮᠵᠢᠭᠤᠯᠤᠨ ᠡᠷ᠎ᠡ ᠶ᠋ᠢᠨ ᠭᠤᠷᠪᠠᠨ ᠨᠠᠭᠠᠳᠤᠮ ᠤ᠋ᠨ ᠥᠪ ᠤᠯᠠᠮᠵᠢᠯᠠᠯ᠂ ᠮᠣᠩᠭᠣᠯ ᠠᠳᠤᠭᠤ᠂ ᠠᠳᠤᠭᠤᠨ ᠤ᠋ ᠰᠣᠶᠤᠯ ᠤ᠋ᠨ ᠥᠪᠡᠷᠮᠢᠴᠡ ᠣᠨᠴᠠᠯᠢᠭ ᠢ᠋ ᠣᠯᠠᠨ ᠨᠡᠶᠢᠲᠡ ᠳ᠋ᠦ ᠲᠠᠨᠢᠭᠤᠯᠤᠨ ᠰᠤᠷᠲᠠᠯᠴᠢᠯᠠᠬᠤ ᠶᠤᠮ᠃ ᠮᠣᠩᠭᠣᠯᠴᠤᠳ ᠡᠷᠲᠡᠨ ᠡᠴᠡ ᠠᠳᠤᠭᠤ ᠶ᠋ᠢ ᠡᠷᢈᠡ ᠴᠢᠯᠦᢉᠡ᠂ ᠲᠤᠰᠠᠭᠠᠷ ᠲᠣᠭᠲᠠᠨᠢᠯ᠂ ᠦᠨᠳᠦᠰᠦᠨ ᠦ᠋ ᠣᠷᠤᠰᠢᠬᠤᠢ ᠶ᠋ᠢᠨ ᠪᠡᠯᢉᠡᠳᠡᠯ ᢈᠡᠮᠡᠨ ᠳᠡᢉᠡᠳᠦᠯᠡᠨ ᠢᠷᠡᢉᠰᠡᠨ ᠠᠷᠠᠳ ᠲᠦᠮᠡᠨ ᠪᠢᠯᠡ᠃ ᠦᠵᠡᠰᢈᠦᠯᠡᠩ ᠳ᠋ᠦ ᠮᠣᠩᠭᠣᠯ ᠨᠤᠲᠤᠭ ᠲᠤ ᢈᠦᠮᠦᠰ ᠡᠷᠲᠡ ᠦᠶ᠎ᠡ ᠡᠴᠡ ᠠᠳᠤᠭᠤ ᠶ᠋ᠢ ᠭᠠᠷᠰᠢᠭᠤᠯᠤᠨ ᠠᠬᠤᠢ ᠠᠮᠢᠳᠤᠷᠠᠯ ᠳ᠋ᠤ ᠪᠠᠨ ᢈᠡᠷᠡᢉᠯᠡᠵᠦ ᠢᠷᠡᢉᠰᠡᠨ ᠦ᠋ ᢉᠡᠷᠡᠴᠢ ᠪᠣᠯᠬᠤ ᢈᠦᠷᠡᠯ ᠦ᠋ᠨ ᠦᠶ᠎ᠡ ᠶ᠋ᠢᠨ ᠠᠮᠠᠭᠠᠢ᠂ᠵᠤᠤᠵᠠᠢ᠂ ᠲᠦᠷᠦᢉ ᠦ᠋ᠨ ᠦᠶ᠎ᠡ ᠪᠣᠯᠤᠨ ᠮᠣᠩᠭᠣᠯ ᠤ᠋ᠨ ᠡᠵᠡᠨᠲᠦ ᢉᠦᠷᠦᠨ ᠦ᠋ ᠦᠶ᠎ᠡ ᠶ᠋ᠢᠨ ᠡᠮᠡᢉᠡᠯ᠂ ᠬᠠᠵᠠᠭᠠᠷ ᠤ᠋ᠨ ᠦᠯᠡᠳᠡᢉᠳᠡᠯ ᠵᠡᠷᢉᠡ ᠠᠷᢈᠧᠣᠯᠣᢉᠢ ᠶ᠋ᠢᠨ ᠬᠣᠪᠤᠷ ᠣᠯᠳᠠᠪᠤᠷᠢ ᠨᠤᠭᠤᠳ ᠢ᠋ ᠳᠡᠯᢉᠡᠨ ᠦᠵᠡᢉᠦᠯᠵᠦ ᠪᠠᠶᠢᠨ᠎ᠠ᠃ ᠲᠡᢉᠦᠨᠴᠢᠯᠡᠨ ᠮᠥᠩᢉᠦᠨ ᠡᠮᠡᢉᠡᠯ᠂ ᠬᠠᠵᠠᠭᠠᠷ᠂ ᠳᠥᠷᠦᢉᠡ᠂ ᠲᠠᠰᠢᠭᠤᠷ᠂ ᠪᠤᠭᠤᠶᠢᠯᠢ᠂ᠲᠤᠱᠠᠭ᠎ᠠ ᠵᠡᠷᢉᠡ ᠤᠨᠤᠯᠭ᠎ᠠ ᠶ᠋ᠢᠨ ᠲᠣᠨᠤᠭ ᢈᠡᠷᠡᢉᠰᠡᠯ᠂ ᠮᠣᠷᠢ ᠰᠢᠲᠦᠯᢉᠡ ᠲᠡᠢ ᠬᠣᠯᠪᠤᠭᠠᠲᠠᠢ ᠬᠣᠪᠤᠷ ᠨᠠᠨᠳᠢᠨ ᠳᠤᠷᠠᠰᠬᠠᠯ ᠤ᠋ᠳ ᠢ᠋ ᠪᠠᠭᠲᠠᠭᠠᠭᠰᠠᠨ ᠒᠕᠐ ᠣᠷᠴᠢᠮ "ᠠᠷᢈᠢᠸ ᠤ᠋ᠨ ᠶᠡᠷᠦᠩᢈᠡᠢ ᠭᠠᠵᠠᠷ"᠆ᠤ᠋ᠨ ᠰᠠᠩ ᢈᠥᠮᠦᠷᢉᠡ ᠳ᠋ᠦ ᠬᠠᠳᠠᠭᠠᠯᠠᠭᠳᠠᠵᠤ ᠪᠤᠢ ᠠᠷᢈᠢᠸ ᠤ᠋ᠨ ᠪᠠᠷᠢᠮᠲᠠ᠂ᢉᠡᠷᠡᠯ ᠵᠢᠷᠤᠭ᠂ ᠳᠦᠷᠰᠦ ᠪᠢᠴᠢᠯᢉᠡ ᠪᠣᠯᠤᠨ "ᠲᠠᠯ᠎ᠠ ᠶ᠋ᠢᠨ ᠢᠵᠠᠭᠤᠷᠲᠠᠨ ᠰᠠᠩ"᠆ᠳ᠋ᠦ ᠬᠠᠳᠠᠭᠠᠯᠠᠭᠳᠠᠵᠤ ᠪᠤᠢ ᠠᠳᠤᠭᠤᠨ ᠤ᠋ ᠰᠠᠩ ᠰᠤᠳᠤᠷ ᠠ᠋ᠴᠠ ᠳᠡᢉᠡᠵᠢᠯᠡᠨ ᠳᠡᠯᢉᠡᠨ ᠲᠣᠯᠢᠯᠠᠭᠤᠯᠵᠤ ᠪᠠᠶᠢᠨ᠎ᠠ᠃ ᠡᠨᠡ ᢈᠦ ᠦᠵᠡᠰᢈᠦᠯᠡᠩ ᠨᠢ ᠮᠣᠩᠭᠣᠯᠴᠤᠳ ᠤ᠋ᠨ ᠪᠦᠲᠦᢉᠡᢉᠰᠡᠨ ᠠᠳᠤᠭᠤᠨ ᠤ᠋ ᠥᠪ ᠰᠣᠶᠤᠯ ᠢ᠋ ᠬᠠᠳᠠᠭᠠᠯᠠᠨ ᠬᠠᠮᠠᠭᠠᠯᠠᠬᠤ᠂ᠰᠤᠳᠤᠯᠤᠨ ᠰᠤᠷᠲᠠᠯᠴᠢᠯᠠᠬᠤ᠂ ᠬᠣᠶᠢᠴᠢ ᠦᠶ᠎ᠡ ᠳ᠋ᠦ ᠥᠪᠯᠡᢉᠦᠯᠦᠨ ᠦᠯᠡᠳᠡᢉᠡᢈᠦ᠂ ᠤᠯᠠᠮ ᠢ᠋ᠶᠠᠷ ᢈᠦᠮᠦᠨ ᠲᠥᠷᠦᠯᢈᠢᠲᠡᠨ ᠦ᠋ ᠰᠣᠶᠤᠯ ᠤ᠋ᠨ ᠥᠪ ᠦ᠋ᠨ ᠰᠠᠯᠤᠰᠢ ᠦᢉᠡᠢ ᢈᠡᠰᠡᢉ ᠪᠣᠯᠬᠤ ᠶ᠋ᠢ ᠲᠠᠨᠢᠭᠤᠯᠤᠨ ᠲᠦᢉᠡᢉᠡᠨ ᠳᠡᠯᢉᠡᠷᠡᢉᠦᠯᢈᠦ ᠦᠶᠢᠯᠡᠰ ᠲᠦ ᠦᠨᠡᠲᠡᠢ ᠬᠤᠪᠢ ᠨᠡᠮᠡᠷᠢ ᠣᠷᠤᠭᠤᠯᠤᠨ᠎ᠠ ᢉᠡᠳᠡᢉ ᠲᠦ ᠢᠲᠡᢉᠡᠯᠲᠡᠢ ᠪᠠᠶᠢᠨ᠎ᠠ᠃ ︽ᠮᠣᠩᠭᠣᠯ ᠨᠠᠭᠠᠳᠤᠮ: ᠮᠣᠷᠢᠨ ᠡᠷᠳᠡᠨᠢ « ᠲᠤᠰᠬᠠᠢ ᠦᠵᠡᠰᢈᠦᠯᠡᠩ ᠒᠐᠒᠖ ᠣᠨ ᠤ᠋ ᠳᠣᠯᠤᠭᠠᠳᠤᠭᠠᠷ ᠰᠠᠷ᠎ᠠ ᠶ᠋ᠢᠨ ᠘᠆ᠠ᠋ᠴᠠ ᠨᠠᠢᠮᠠᠳᠤᠭᠠᠷ ᠰᠠᠷ᠎ᠠ ᠶ᠋ᠢᠨ ᠑᠖᠆ᠤ᠋ ᠡᠳᠦᠷ ᠢ᠋ ᢈᠦᠷᠲᠡᠯ᠎ᠡ ᠮᠣᠩᠭᠣᠯ ᠤ᠋ᠨ ᠦᠨᠳᠦᠰᠦᠨ ᠦ᠋ ᠮᠦᠽᠧᠢ ᠶ᠋ᠢᠨ ᠦᠵᠡᠰᢈᠦᠯᠡᠩ ᠦ᠋ᠨ ᠲᠠᠩᢈᠢᠮ ᠳ᠋ᠤ ᠠᠵᠢᠯᠯᠠᠨ᠎ᠠ᠃ ᠮᠣᠩᠭᠣᠯ ᠲᠦᠮᠡᠨ ᠦ᠋ ᠲᠥᠷᠦᠲᠦ ᠶᠣᠰᠤ᠂ ᠥᠪ ᠰᠣᠶᠤᠯ ᠮᠥᠩᢈᠡ ᠳ᠋ᠦ ᠳᠡᠯᢉᠡᠷᠡᠨ ᠪᠠᠳᠠᠷᠠᠬᠤ ᠪᠣᠯᠲᠤᠭᠠᠢ! ᠮᠣᠩᠭᠣᠯ ᠤ᠋ᠨ ᠦᠨᠳᠦᠰᠦᠨ ᠦ᠋ ᠮᠦᠽᠧᠢ

www. nationalmuseum. mn

ᠬᠠᠷᠢᠯᠴᠠᠬᠤ ᠤᠲᠠaᠰ: ᠗᠐᠑᠑᠐᠙᠑᠓᠂ ᠙᠙᠑᠒᠓᠙᠒᠒

@ᢉᠡᠷᠡᠯ ᠵᠢᠷᠤᠭ᠆ᠪ‍᠂ᠴᠢᠳᠠᠷᠠᠪᠠᠯ