"ᠦᠳᠡᠰᠢ ᠶ᠋ᠢᠨ ᠮᠦᠽᠧᠢ᠆ᠰᠣᠼᠢᠠᠯᠢᠰᠮ ᠢ᠋ᠶᠠᠷ ᠠᠶᠠᠯᠠᠴᠠᠭᠠᠶᠠ" ᠦᠵᠡᠰᢈᠦᠯᠡᠩ ᠨᠡᢉᠡᢉᠡᠯᠲᠡ ᠪᠡᠨ ᢈᠢᠯᠡ
ᠮᠣᠩᠭᠣᠯ ᠤ᠋ᠨ ᠦᠨᠳᠦᠰᠦᠨ ᠦ᠋ ᠮᠦᠽᠧᠢ ᠶ᠋ᠢᠨ "ᠦᠳᠡᠰᠢ ᠶ᠋ᠢᠨ ᠮᠦᠽᠧᠢ – ᠰᠣᠼᠢᠠᠯᠢᠰᠮ ᠢ᠋ᠶᠠᠷ ᠠᠶᠠᠯᠠᠵᠠᠭᠠᠶᠠ" ᠲᠤᠰᠬᠠᠢ ᠦᠵᠡᠰᢈᠦᠯᠡᠩ ᠒᠐᠒᠖ ᠣᠨ ᠤ᠋ ᠑᠐ ᠳ᠋ᠤᠭᠠᠷ ᠰᠠᠷᠠ ᠶ᠋ᠢᠨ ᠐᠙ ᠤ᠋ ᠦᠳᠡᠰᠢ ᠠᠯᠪᠠᠨ ᠶᠣᠰᠤᠭᠠᠷ ᠨᠡᢉᠡᢉᠡᠯᠲᠡ ᠪᠡᠨ ᢈᠢᠯᠡ᠃ ᠦᠵᠡᠰᢈᠦᠯᠡᠩ ᠦ᠋ᠨ ᠨᠡᢉᠡᢉᠡᠯᠲᠡ ᠶ᠋ᠢᠨ ᠶᠣᠰᠤᠯᠠᠯ ᠳ᠋ᠤ ᠮᠣᠩᠭᠣᠯ ᠤ᠋ᠨ ᠲᠥᠷᠦ ᠨᠡᠶᠢᢉᠡᠮ ᠦ᠋ᠨ ᠵᠢᠳᢈᠦᠯᠲᠡᠨ ᠨᠦ᠋ᢉᠦᠳ᠂ ᠡᠷᠳᠡᠮᠲᠡᠨ ᠰᠤᠳᠤᠯᠤᠭᠠᠴᠢᠳ᠂ ᠦᠵᠡᢉᠴᠢ ᠰᠣᠨᠢᠷᠬᠠᠭᠴᠢᠳ ᠒᠐᠐ ᠣᠷᠴᠢᠮ ᠵᠣᠴᠢᠨ ᠣᠷᠤᠯᠴᠠᠪᠠ᠃ ᠨᠡᢉᠡᢉᠡᠯᠲᠡ ᠶ᠋ᠢᠨ ᠦᠶᠢᠯᠡ ᠠᠵᠢᠯᠯᠠᠭᠠ ᠶ᠋ᠢ ᠮᠣᠩᠭᠣᠯ ᠤ᠋ᠨ ᠦᠨᠳᠦᠰᠦᠨ ᠦ᠋ ᠮᠦᠽᠧᠢ ᠶ᠋ᠢᠨ ᠵᠠᢈᠢᠷᠤᠯ᠂ ᠰᠣᠶᠤᠯ ᠰᠤᠳᠤᠯᠤᠯ ᠤ᠋ᠨ ᠳ᠋ᠣᠻᠲ᠋ᠣᠷ ᠳ᠂ᠣᠳᠬᠠᠨᠰᠦ᠋ᠷᠦᠩ ᠨᠡᢉᠡᢉᠡᠵᠦ ᠦᢉᠡ ᢈᠡᠯᠡᠪᠡ᠃ ᠮᠥᠨ ᠰᠣᠶᠤᠯ᠂ ᠰᠫᠣᠷᠲ᠂ ᠠᠶᠠᠯᠠᠯ ᠵᠢᠭᠤᠯᠴᠢᠯᠠᠯ᠂ ᠵᠠᠯᠠᠭᠤᠴᠤᠳ ᠤ᠋ᠨ ᠶᠠᠮᠤᠨ ᠤ᠋ ᠲᠥᠷᠦ ᠶ᠋ᠢᠨ ᠨᠠᠷᠢᠨ ᠪᠢᠴᠢᢉ ᠦ᠋ᠨ ᠳᠠᠷᠤᠭᠠ ᠪ᠂ᠪᠠᠲᠤ᠆ᠡᠷᠳᠡᠨᠢ᠂ ᠮᠣᠩᠭᠣᠯ ᠤᠯᠤᠰ ᠤ᠋ᠨ ᠶᠡᠷᠦᠩᢈᠡᠶᠢᠯᠡᢉᠴᠢ ᠠᠰᠠᠨ᠂ ᠰᠢᠨᠡ ᠬᠠᠷᠠᠬᠣᠷᠤᠮ ᠬᠣᠲᠠ ᠶ᠋ᠢᠨ ᠵᠥᠪᠯᠡᠯ ᠦ᠋ᠨ ᠳᠠᠷᠤᠭᠠ ᠨ᠂ᠡᠩᢈᠡᠪᠠᠶᠠᠷ ᠮᠡᠨᠳᠦᠴᠢᠯᠡᢉᠡ ᠳᠡᠪᠰᠢᢉᠦᠯᠵᠦ ᠦᢉᠡ ᢈᠡᠯᠡᠯᠡ᠃ "ᠰᠣᠼᠢᠠᠯᠢᠰᠮ ᠢ᠋ᠶᠠᠷ ᠠᠶᠠᠯᠠᠵᠠᠭᠠᠶᠠ" ᠦᠵᠡᠰᢈᠦᠯᠡᠩ ᠢ᠋ ᢈᠦᠨᠳᠦᠳᢈᠡᠯ ᠦ᠋ᠨ ᠲᠤᠤᠵᠠ ᠲᠤᠤᠵᠠ ᠬᠠᠶᠢᠴᠢᠯᠠᠵᠤ ᠠᠯᠪᠠᠨ ᠶᠣᠰᠤᠭᠠᠷ ᠨᠡᢉᠡᢉᠡᢉᠰᠡᠨ ᠪᠥᢉᠡᠳ ᠦᠵᠡᠰᢈᠦᠯᠡᠩ ᠢ᠋ ᠳᠡᠮᠵᠢᠨ ᠠᠵᠢᠯᠯᠠᠭᠰᠠᠨ ᠪᠠᠶᠢᠭᠤᠯᠤᠯᠭᠠ ᠨᠤᠭᠤᠳ ᠲᠤ ᠪᠠᠨ "ᠰᠣᠼᠢᠠᠯᠢᠰᠮ ᠢ᠋ᠶᠠᠷ ᠠᠶᠠᠯᠠᠵᠠᠭᠠᠶᠠ" ᠻᠠᠲ᠋ᠠᠯᠣᢉᠢ ᠶ᠋ᠢᠨ ᠳᠡᢉᠡᠵᠢ ᠶ᠋ᠢ ᠭᠠᠷᠳᠠᠭᠤᠯᠤᠨ ᠥᢉᢉᠦᠯᠡ᠃ ᠨᠡᢉᠡᢉᠡᠯᠲᠡ ᠶ᠋ᠢᠨ ᢈᠥᠲᠦᠯᠪᠦᠷᠢ ᠳ᠋ᠦ ᠴᠡᠷᠢᢉ ᠦ᠋ᠨ ᠳᠠᠭᠤᠤ ᠪᠦᠵᠢᢉ ᠦ᠋ᠨ ᠡᠷᠳᠡᠮ ᠦ᠋ᠨ ᠴᠢᠭᠤᠯᠭᠠ Military Song & Dance Academic Ensemble ᠴᠡᠷᠢᢉ ᠦ᠋ᠨ ᠳᠠᠭᠤᠤ᠂ ᠪᠦᠵᠢᢉ ᠦ᠋ᠨ ᠡᠷᠳᠡᠮ ᠦ᠋ᠨ ᠴᠢᠭᠤᠯᠭᠠ ᠶ᠋ᠢᠨ ᠰᠢᠮᠫᠣᠨᠢ ᠨᠠᠶᠢᠷᠠᠯ ᢈᠥᢉᠵᠢᠮ ᠦ᠋ᠨ ᠲᠣᠭᠯᠠᠯᠲᠠ᠂"ᢈᠥᠳᠡᠯᠮᠦᠷᠢᠴᠢᠳ" ᠳᠠᠭᠤᠤ᠂ "ᠪᠦᠲᠦᢉᠡᠨ ᠪᠠᠶᠢᠭᠤᠯᠤᠯᠲᠠ" ᠪᠦᠵᠢᢉ ᠪᠣᠯᠤᠨ ᠤᠯᠤᠰ ᠤ᠋ᠨ ᠳ᠋ᠷᠠᠮ ᠤ᠋ᠨ ᠡᠷᠳᠡᠮ ᠦ᠋ᠨ ᠲᠢᠶᠠᠲ᠋ᠷ ᠤᠷᠠᠨ ᠪᠦᠲᠦᢉᠡᠯᠴᠢᠳ ᠦ᠋ᠨ ᠣᠷᠤᠯᠴᠠᠭᠰᠠᠨ ᠵᠦᠵᠦᢉᠡᠴᠢᠯᠡᢉᠰᠡᠨ ᠲᠣᠭᠯᠠᠯᠲᠠ ᠪᠠᠭᠲᠠᠭᠰᠠᠨ ᠨᠢ ᠠᠷᠭᠠ ᢈᠡᠮᠵᠢᠶᠡᠨ ᠳ᠋ᠦ ᠤᠷᠠᠯᠢᠭ᠂ ᠰᠣᠶᠤᠯ ᠤ᠋ᠨ ᠣᠨᠴᠤᠭᠤᠢ ᠠᠭᠤᠷ ᠠᠮᠢᠰᠬᠤᠯ ᠪᠦᠷᠢᠳᠦᢉᠦᠯᠪᠡ᠃ "ᠰᠣᠼᠢᠠᠯᠢᠰᠮ ᠢ᠋ᠶᠠᠷ ᠠᠶᠠᠯᠠᠵᠠᠭᠠᠶᠠ" ᠦᠵᠡᠰᢈᠦᠯᠡᠩ ᠨᠢ ᠮᠣᠩᠭᠣᠯ ᠤᠯᠤᠰ ᠤ᠋ᠨ ᠲᠡᠦᢈᠡ ᠶ᠋ᠢᠨ ᠨᠢᢉᠡᠨ ᠴᠢᠬᠤᠯᠠ ᠦᠶᠡ ᠶ᠋ᠢ ᠡᠷᢉᠢᠨ ᠬᠠᠷᠠᠬᠤ᠂ᠲᠤᠬᠠᠢ ᠶ᠋ᠢᠨ ᠴᠠᠭ ᠦᠶᠡ ᠶ᠋ᠢᠨ ᠨᠡᠶᠢᢉᠡᠮ᠂ ᠰᠣᠶᠤᠯ ᠤ᠋ᠨ ᠠᠮᠢᠳᠤᠷᠠᠯ᠂ ᠥᢉᠡᠷᠡᠴᠢᠯᠡᠯᠲᠡ ᠶ᠋ᠢ ᠮᠦᠽᠧᠢ ᠶ᠋ᠢᠨ ᠣᠷᠴᠢᠨ ᠳ᠋ᠤ ᠲᠠᠨᠢᠨ ᠮᠡᠳᠡᢈᠦ ᠪᠣᠯᠤᠮᠵᠢ ᠶ᠋ᠢ ᠣᠯᠠᠨ ᠨᠡᠶᠢᠲᠡ ᠳ᠋ᠦ ᠣᠯᠭᠤᠵᠤ ᠪᠤᠢ ᠪᠠᠷ ᠢ᠋ᠶᠠᠨ ᠠᠴᠢ ᠬᠣᠯᠪᠤᠭᠳᠠᠯᠲᠠᠢ ᠶᠤᠮ᠃ ᠮᠦᠽᠧᠢ ᠶ᠋ᠢᠨ ᠦᠵᠡᠰᢈᠦᠯᠡᠩ᠂ ᠰᠤᠳᠤᠯᠭᠠ᠂ ᠰᠣᠶᠤᠨ ᢉᠡᢉᠡᠷᠡᢉᠦᠯᢈᠦ ᠦᠶᠢᠯᠡ ᠠᠵᠢᠯᠯᠠᠭᠠ ᠪᠠᠷ ᠳᠠᠮᠵᠢᠭᠤᠯᠤᠨ ᠲᠡᠦᢈᠡᠨ ᠥᠪ ᠢ᠋ ᠣᠯᠠᠨ ᠨᠡᠶᠢᠲᠡ ᠳ᠋ᠦ ᢈᠦᠷᢉᠡᢈᠦ ᠶ᠋ᠢᠨ ᠵᠡᠷᢉᠡᠴᠡᢉᠡ ᠦᠶᠡ ᠦᠶᠡ ᠶ᠋ᠢᠨ ᠲᠡᠦᢈᠡᠨ ᠲᠤᠷᠰᠢᠯᠭᠠ ᠶ᠋ᠢ ᠡᠷᢉᠢᠴᠡᢉᠦᠯᠦᠨ ᠣᠶᠢᠯᠠᠭᠠᠬᠤ ᠨᠥᢈᠦᠴᠡᠯ ᠢ᠋ ᠪᠦᠷᠢᠳᠦᢉᠦᠯᠵᠦ ᠪᠠᠶᠢᠨᠠ᠃ ᠮᠣᠩᠭᠣᠯ ᠤ᠋ᠨ ᠦᠨᠳᠦᠰᠦᠨ ᠦ᠋ ᠮᠦᠽᠧᠢ ᠡᠴᠡ ᠵᠣᢈᠢᠶᠠᠨ ᠪᠠᠶᠢᠭᠤᠯᠵᠤ ᠪᠤᠢ "ᠦᠳᠡᠰᠢ ᠶ᠋ᠢᠨ ᠮᠦᠽᠧᠢ – ᠗ ᠬᠣᠨᠤᠭ" ᠠᠷᠭᠠ ᢈᠡᠮᠵᠢᠶᠡ ᠨᠢ ᠮᠦᠽᠧᠢ ᠶ᠋ᠢᠨ ᠦᠶᠢᠯᠡᠴᠢᠯᠡᢉᠡ ᠶ᠋ᠢ ᠣᠯᠠᠨ ᠨᠡᠶᠢᠲᠡ ᠳ᠋ᠦ ᠢᠯᠡᢉᠦᠦ ᢈᠦᠷᠲᠡᢉᠡᠮᠵᠢᠲᠡᠢ ᢈᠦᠷᢉᠡᢈᠦ᠂ᠰᠣᠶᠤᠯ ᠤ᠋ᠨ ᠥᠪ ᠢ᠋ ᠰᠤᠷᠲᠠᠯᠴᠢᠯᠠᠨ ᠲᠠᠨᠢᠭᠤᠯᠬᠤ᠂ ᠢᠷᢉᠡᠳ ᠦ᠋ᠨ ᠲᠡᠦᢈᠡ᠂ ᠰᠣᠶᠤᠯ ᠤ᠋ᠨ ᠲᠠᠯᠠᠭᠠᠷᢈᠢ ᠮᠡᠳᠡᠯᢉᠡ᠂ ᠣᠷᠤᠯᠴᠠᠭᠠ ᠶ᠋ᠢ ᠨᠡᠮᠡᢉᠳᠡᢉᠦᠯᢈᠦ ᠵᠣᠷᠢᠯᠭᠠᠲᠠᠢ ᠶᠤᠮ᠃ ᠲᠤᠰ ᠦᠵᠡᠰᢈᠦᠯᠡᠩ ᠒᠐᠒᠖ ᠣᠨ ᠤ᠋ ᠑᠐ ᠰᠠᠷᠠ ᠶ᠋ᠢᠨ ᠑᠐᠆ᠤ᠋ ᠡᠳᠦᠷ ᠡᠴᠡ ᠑᠑ ᠳ᠋ᠦ᠋ᢉᠡᠷ ᠰᠠᠷᠠ ᠶ᠋ᠢᠨ ᠑᠙ ᢈᠦᠷᠲᠡᠯᠡ ᠠᠵᠢᠯᠯᠠᠨᠠ᠃ ᠮᠦᠽᠧᠢ ᠶ᠋ᠢᠨ ᠦᠳᠡᠰᠢ ᠶ᠋ᠢᠨ ᠮᠦᠽᠧᠢ ᠶ᠋ᠢᠨ ᠗ ᠬᠣᠨᠤᠭ ᠑᠐ ᠰᠠᠷᠠ ᠶ᠋ᠢᠨ ᠑᠐᠆ᠤ᠋ ᠡᠳᠦᠷ ᠡᠴᠡ ᠑᠖᠆ᠤ᠋ ᠡᠳᠦᠷ ᠦ᠋ᠳ ᠲᠦ ᠦᠷᢉᠦᠯᠵᠢᠯᠡᠵᠦ ᠐᠙:᠐᠐᠆᠒᠐:᠐᠐ ᠴᠠᠭ ᢈᠦᠷᠲᠡᠯᠡ ᠮᠦᠽᠧᠢ ᠶ᠋ᠢᠨ ᠨᠡᢉᠡᢉᠡᠯᠲᠡᠲᠡᠢ ᠠᠵᠢᠯᠯᠠᠨᠠ᠃ (ᠦᠵᠡᠰᢈᠦᠯᠡᠩ ᠦ᠋ᠨ ᠲᠠᠰᠤᠯᠪᠤᠷᠢ ᠨᠢ ᠑᠐ ᠐᠐᠐ ᠲᠥᢉᠦᠷᠢᢉ) ᠦᠳᠡᠰᠢ ᠶ᠋ᠢᠨ ᠮᠦᠽᠧᠢ᠆ᠰᠣᠼᠢᠠᠯᠢᠰᠮ ᠢ᠋ᠶᠠᠷ ᠠᠶᠠᠯᠠᠴᠠᠭᠠᠶᠠ ᠦᠵᠡᠰᢈᠦᠯᠡᠩ ᠳ᠋ᠦ ᠲᠠᠪᠠᠲᠠᠢ ᠮᠣᠷᠢᠯᠠᠭᠠᠷᠠᠢ᠃ 📍 ᠮᠣᠩᠭᠣᠯ ᠤ᠋ᠨ ᠦᠨᠳᠦᠰᠦᠨ ᠦ᠋ ᠮᠦᠽᠧᠢ 🏛️ "ᠦᠳᠡᠰᠢ ᠶ᠋ᠢᠨ ᠮᠦᠽᠧᠢ – ᠗ ᠬᠣᠨᠤᠭ" 📖 "ᠰᠣᠼᠢᠠᠯᠢᠰᠮ ᠢ᠋ᠶᠠᠷ ᠠᠶᠠᠯᠠᠵᠠᠭᠠᠶᠠ" ᠦᠵᠡᠰᢈᠦᠯᠡᠩ ᠳᠡᠮᠵᠢᠨ ᠠᠵᠢᠯᠯᠠᠭᠰᠠᠨ: ᠥᢉᢉᠦᢉᠡᠵᠢ᠆ᠰᠢᢈᠢᠷ ᠪᠣᠣᠪᠤ ᢈᠥ᠂ᠬᠠ᠂ᠻᠠ @ᠴᠡᠷᠢᢉ ᠦ᠋ᠨ ᠳᠠᠭᠤᠤ ᠪᠦᠵᠢᢉ ᠦ᠋ᠨ ᠡᠷᠳᠡᠮ ᠦ᠋ᠨ ᠴᠢᠭᠤᠯᠭᠠ @ᠤᠯᠤᠰ ᠤ᠋ᠨ ᠳ᠋ᠷᠠᠮ ᠤ᠋ᠨ ᠡᠷᠳᠡᠮ ᠦ᠋ᠨ ᠴᠢᠭᠤᠯᠭᠠ @ᠮᠣᠩᠭᠣᠯ ᠤ᠋ᠨ ᠤᠭᠰᠠᠭᠠᠲᠠᠨ ᠤ᠋ ᠵᠦᠢ ᠶ᠋ᠢᠨ ᢉᠡᠷ ᠮᠦᠽᠧᠢ