ᠮᠣᠩᠭᠣᠯ ᠤ᠋ᠨ ᠦᠨᠳᠦᠰᠦᠨ ᠦ᠋ ᠮᠦᠽᠧᠢ ᠠᠬᠠᠮᠠᠳ ᠤ᠋ᠨ ᠪᠠᠶᠠᠷ ᠢ᠋ ᠲᠣᢈᠢᠶᠠᠯᠳᠤᠭᠤᠯᠤᠨ ᠠᠬᠠᠮᠠᠳ ᠠᠵᠢᠯᠲᠠᠨ ᠨᠤᠭᠤᠳ ᠢ᠋ᠶᠠᠨ ᢈᠦᠯᠢᠶᠡᠨ ᠠᠪᠤᠯᠠ᠃
ᠣᠯᠠᠨ ᠤᠯᠤᠰ ᠤ᠋ᠨ ᠠᠬᠠᠮᠠᠳ ᠤ᠋ᠨ ᠪᠠᠶᠠᠷ ᠢ᠋ ᠲᠣᢈᠢᠶᠠᠯᠳᠤᠭᠤᠯᠤᠨ ᠮᠣᠩᠭᠣᠯ ᠤ᠋ᠨ ᠦᠨᠳᠦᠰᠦᠨ ᠦ᠋ ᠮᠦᠽᠧᠢ ᠶ᠋ᠢᠨ ᠵᠠᢈᠢᠷᠤᠯ᠂ ᠳ᠋ᠣᠻᠲ᠋ᠣᠷ ᠳ᠂ᠣᠳᠬᠠᠨᠰᠦ᠋ᠷᠦᠩ ᠣᠯᠠᠨ ᠵᠢᠯ ᠦ᠋ᠨ ᠲᠤᠷᠰᠢ ᢈᠥᠳᠡᠯᠮᠦᠷᠢ ᠵᠢᠳᢈᠦᠯ ᠢ᠋ᠶᠡᠨ ᠮᠦᠽᠧᠢ ᠳ᠋ᠦ ᠪᠡᠨ ᠵᠣᠷᠢᠭᠤᠯᠤᠭᠰᠠᠨ ᠠᠬᠠᠮᠠᠳ ᠤ᠋ᠳ ᠢ᠋ᠶᠠᠨ ᢈᠦᠨᠳᠦᠳᢈᠡᠯᠲᠡᠢ ᠪᠡᠷ ᢈᠦᠯᠢᠶᠡᠨ ᠠᠪᠴᠤ ᠠᠭᠤᠯᠵᠠᠯᠠ᠃ ᠡᠨᠡ ᠦᠶᠡ ᠪᠡᠷ ᠮᠦᠽᠧᠢ ᠶ᠋ᠢᠨ ᠬᠠᠮᠲᠤ ᠣᠯᠠᠨ᠂ ᠵᠠᢈᠢᠷᠤᠯ᠂ ᠳ᠋ᠣᠻᠲ᠋ᠣᠷ ᠳ᠂ᠣᠳᠬᠠᠨᠰᠦ᠋ᠷᠦᠩ ᠠᠬᠠᠮᠠᠳ ᠦᠶᠡ ᠶ᠋ᠢᠨ ᢈᠢᠨ ᠦ᠋ ᠪᠡᠨ ᠮᠦᠽᠧᠢ ᠶ᠋ᠢᠨ ᢈᠥᢉᠵᠢᠯ᠂ᠳᠡᠪᠰᠢᠯ ᠳ᠋ᠦ ᠣᠷᠤᠭᠤᠯᠤᠭᠰᠠᠨ ᠦᠨᠡᠲᠡᠢ ᠬᠤᠪᠢ ᠨᠡᠮᠡᠷᠢ ᠶ᠋ᠢ ᠨᠢ ᠳᠤᠷᠠᠰᠤᠨ᠂ ᠮᠦᠽᠧᠢ ᠡᠴᠡ ᠡᠷᢈᠢᠯᠡᠨ ᢈᠡᠪᠯᠡᢉᠦᠯᠦᢉᠰᠡᠨ ᠨᠣᠮ ᠪᠦᠲᠦᢉᠡᠯ ᠦ᠋ᠨ ᠳᠡᢉᠡᠵᠢ ᠪᠡᠨ ᠭᠠᠷᠳᠠᠭᠤᠯᠤᠭᠰᠠᠨ ᠶᠤᠮ᠃ ᠮᠣᠩᠭᠣᠯ ᠤ᠋ᠨ ᠦᠨᠳᠦᠰᠦᠨ ᠦ᠋ ᠮᠦᠽᠧᠢ ᠶ᠋ᠢᠨ ᠠᠬᠠᠮᠠᠳ ᠤ᠋ᠳ ᠨᠢ ᠮᠣᠩᠭᠣᠯ ᠤ᠋ᠨ ᠮᠦᠽᠧᠢ ᠶ᠋ᠢᠨ ᢈᠥᢉᠵᠢᠯ ᠳ᠋ᠦ ᠵᠠᠯᠠᠭᠤ ᠨᠠᠰᠤ᠂ᠡᠷᠳᠡᠮ ᠮᠡᠳᠡᠯᢉᠡ᠂ ᠠᠪᠢᠶᠠᠰ ᠪᠢᠯᠢᢉ ᠢ᠋ᠶᠡᠨ ᠵᠣᠷᠢᠭᠤᠯᠤᠭᠰᠠᠨ ᠪᠥᢉᠡᠳ ᠲᠡᠳᠡᠨ ᠦ᠋ ᠮᠠᠨᠢ ᠲᠤᠷᠰᠢᠯᠭᠠ᠂ᢈᠥᠳᠡᠯᠮᠦᠷᠢ ᠶ᠋ᠢᠨ ᠦᠯᠢᢉᠡᠷ ᠳᠠᠭᠤᠷᠢᠶᠠᠯᠠᠯ ᠨᠢ ᠪᠢᠳᠡᠨ ᠦ᠋ ᠦᠨᠡᠲᠦ ᠪᠠᠶᠠᠯᠢᠭ ᠪᠥᢉᠡᠳ ᠲᠡᠳᠡᠨ ᠦ᠋ ᠵᠢᠳᢈᠦᠯ ᠢ᠋ᠶᠡᠷ ᠥᠨᠦᠳᠦᠷ ᠦ᠋ᠨ ᢈᠥᢉᠵᠢᠯ᠂ ᠳᠦᠷᠢ ᠲᠥᠷᢈᠦ᠂ ᠦᠵᠡᢉᠴᠢᠳ ᠦ᠋ᠨ ᠢᠲᠡᢉᠡᠯ ᠢ᠋ ᠳᠠᠭᠠᠭᠠᠭᠰᠠᠨ ᠦᠨᠳᠦᠰᠦᠨ ᠦ᠋ ᠮᠦᠽᠧᠢ ᠪᠣᠯᠤᠭᠰᠠᠨ ᢉᠡᠳᠡᢉ ᠢ᠋ ᠣᠨᠴᠠᠯᠠᠨ ᠲᠡᠮᠳᠡᢉᠯᠡᠯᠡ᠃ ᠮᠠᠨ ᠤ᠋ ᠬᠠᠮᠲᠤ ᠣᠯᠠᠨ ᠨᠡᠶᠢᢉᠡᠮ ᠦ᠋ᠨ ᠬᠠᠷᠢᠭᠤᠴᠠᠯᠭᠠ ᠶ᠋ᠢᠨ ᢈᠦᠷᠢᠶᠡᠨ ᠳ᠋ᠦ ᠠᠬᠠᠮᠠᠳ ᠤ᠋ᠳ ᠢ᠋ᠶᠠᠨ ᠳᠡᢉᠡᠳᠦᠯᠡᠨ ᢈᠦᠨᠳᠦᠳᢈᠡᢈᠦ᠂ ᠲᠡᠳᠡᠨ ᠦ᠋ ᠠᠮᠢᠳᠤᠷᠠᠯ ᠳ᠋ᠤ ᠤᠷᠮᠠ ᠬᠠᠶᠢᠷᠠᠯᠠᠬᠤ ᠤᠯᠠᠮᠵᠢᠯᠠᠯ ᠢ᠋ᠶᠠᠨ ᠴᠠᠭᠠᠰᠢᠳᠠ ᠴᠤ ᠦᠷᢉᠦᠯᠵᠢᠯᠡᢉᠦᠯᢈᠦ ᠪᠢᠯᠡ᠃ ᢈᠦᠨᠳᠦᠲᠦ ᠠᠬᠠᠮᠠᠳ ᠤ᠋ᠳ ᠲᠤ ᠪᠠᠨ ᠪᠠᠶᠠᠷ ᠤ᠋ᠨ ᠮᠡᠨᠳᠦ ᢈᠦᠷᢉᠡᠵᠦ᠂ ᠡᠷᠡᢉᠦᠯ ᠡᠩᢈᠡ ᠠᠵᠠ ᠵᠢᠷᠭᠠᠯ ᠢ᠋ ᢈᠦᠰᠡᠨ ᠢᠷᠦᢉᠡᠶᠡ!